欢迎进入内蒙古教育出版社官方网站!
投稿方式
投稿邮箱
kexuemengwen@126.com
联系电话
0471-6608036
0471-6607916
订阅方式
邮发代号:16-338
邮政订阅二维码
《科学》(蒙古文)
《科学(蒙古文)》
主管单位:内蒙古出版集团
主办单位:内蒙古教育出版社
出版单位:内蒙古教育出版社
国际标准连续出版物号
ISSN 1005-3484
国内统一连续出版物号
CN 15-1096/N
创刊时间
1980年
出版周期
双月刊
ᠰᠡᠳᠬᠦᠯ ᠤ᠋ᠨ ᠲᠤᠪᠴᠢ ᠲᠠᠨᠢᠯᠴᠠᠭᠤᠯᠭ᠎ᠠ

1980 ᠣᠨ ᠳᠦ ᠬᠡᠪᠯᠡᠯ ᠡᠬᠢᠯᠡᠭᠰᠡᠨ ︽ ᠰᠢᠨᠵᠢᠯᠡᠬᠦ ᠣᠬᠠᠭᠠᠨ︾ ᠰᠡᠳᠭᠦᠯ ᠢ᠋ ᠦᠪᠦᠷ ᠮᠣᠩᠭᠤᠯ ᠤ᠋ᠨ ᠬᠡᠪᠯᠡᠯ ᠤ᠋ᠨ ᠪᠦᠯᠦᠭᠯᠡᠯ ᠡᠴᠡ ᠬᠠᠮᠢᠶᠠᠷᠤᠨ ᠡᠷᠬᠢᠯᠡᠵᠤ᠂ ᠦᠪᠦᠷ ᠮᠤᠩᠭᠤᠯ ᠤ᠋ᠨ ᠰᠤᠷᠭᠠᠨ ᠬᠦᠮᠦᠵᠢᠯ ᠤ᠋ᠨ ᠬᠡᠪᠯᠡᠯ ᠤ᠋ᠨ ᠬᠤᠷᠢᠶ᠎ᠠ ᠨᠠᠢᠷᠠᠭᠤᠯᠤᠨ ᠬᠡᠪᠯᠡᠭᠦᠯᠵᠤ ᠪᠤᠢ᠃ ᠮᠠᠨ ᠤ᠋ ᠰᠡᠳᠭᠦᠯ ᠪᠤᠯ ᠦᠪᠦᠷ ᠮᠣᠩᠭᠣᠯ ᠤ᠋ᠨ ᠦᠪᠡᠷᠳᠡᠭᠡᠨ ᠵᠠᠰᠠᠬᠤ ᠣᠷᠤᠨ ᠳᠦ ᠬᠠᠮᠤᠭ ᠤ᠋ᠨ ᠡᠷᠲᠡ ᠡᠷᠬᠢᠯᠡᠭᠰᠡᠨ ᠤᠷᠤᠨ ᠤ᠋ ᠲᠡᠰ ᠤ᠋ᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤ᠋ᠨ ᠰᠡᠳᠭᠦᠯ ᠤ᠋ᠨ ᠨᠢᠭᠡ ᠪᠤᠯᠤᠨ᠎ᠠ᠃ 2015 ᠣᠨ ᠳᠦ ᠬᠡᠪᠯᠡᠯ ᠢ᠋ᠢᠠᠨ ᠦᠭᠡᠷᠡᠴᠢᠯᠡᠭᠰᠡᠨ ᠡᠴᠡ ᠨᠠᠭᠠᠰᠢ ︽ ᠰᠢᠨᠵᠢᠯᠡᠬᠦ ᠣᠬᠠᠭᠠᠨ ᠤ᠋ ᠵᠤᠷᠢᠭ ᠰᠠᠨᠠᠭ᠎ᠠ ᠵᠢ ᠪᠠᠳᠠᠷᠠᠭᠤᠯᠵᠤ᠂ ᠰᠢᠨᠵᠢᠯᠡᠬᠦ ᠣᠬᠠᠭᠠᠨ ᠤ᠋ ᠦᠵᠡᠯ ᠰᠠᠨᠠᠭ᠎ᠠ ᠵᠢ ᠲᠡᠯᠭᠡᠷᠡᠭᠦᠯᠤᠨ᠂ ᠰᠢᠨᠵᠢᠯᠡᠬᠦ ᠣᠬᠠᠭᠠᠨ ᠤ᠋ ᠮᠡᠳᠡᠯᠭᠡ ᠵᠢ ᠲᠦᠭᠡᠮᠡᠯᠵᠢᠬᠦᠯᠬᠦ︾ ᠰᠡᠳᠭᠦᠯ ᠡᠷᠬᠢᠯᠡᠬᠦ ᠵᠠᠷᠴᠢᠮ ᠳᠦ ᠰᠠᠭᠤᠷᠢᠯᠠᠨ᠂ ᠦᠷᠭᠡᠨ ᠣᠯᠠᠨ ᠪᠠᠭᠰᠢ ᠰᠤᠷᠤᠭᠴᠢᠳ ᠪᠤᠯᠤᠨ ᠰᠢᠨᠵᠢᠯᠡᠬᠦ ᠣᠬᠠᠭᠠᠨ ᠳᠦ ᠲᠣᠷ᠎ᠠ ᠪᠠᠬᠠᠳᠠᠢ ᠬᠦᠮᠦᠰ ᠲᠤ ᠲᠡᠷᠢᠭᠦᠨ ᠤ᠋ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤ᠋ᠨ ᠮᠡᠳᠡᠯᠬᠡ ᠪᠠ ᠮᠡᠳᠡᠭᠡ ᠵᠠᠩᠭᠢ ᠵᠢ ᠲᠦᠭᠡᠮᠡᠯᠵᠢᠬᠦᠯᠬᠦ ᠪᠡᠷ ᠭᠤᠤᠯ ᠵᠣᠷᠢᠯᠳᠠ ᠪᠠᠨ ᠪᠤᠯᠭᠠᠵᠤ᠂ ᠰᠤᠷᠤᠭᠴᠢᠳ ᠲᠤ ᠰᠢᠨᠵᠢᠯᠡᠬᠦ ᠣᠬᠠᠭᠠᠨ ᠢ᠋ ᠬᠠᠢᠷᠠᠯᠠᠬᠤ᠂ ᠰᠢᠨᠵᠢᠯᠡᠬᠦ ᠣᠬᠠᠭᠠᠨ ᠢ᠋ ᠡᠷᠬᠢᠮᠯᠡᠬᠦ᠂ ᠰᠢᠨᠵᠢᠯᠡᠬᠦ ᠣᠬᠠᠭᠠᠨ ᠢ᠋ ᠦᠢᠯᠡᠳᠦᠯᠭᠡᠵᠢᠭᠦᠯᠬᠦ ᠬᠤᠪᠤᠷ ᠰᠠᠢᠬᠠᠨ ᠮᠡᠳᠡᠯᠬᠡ ᠬᠠᠩᠭᠠᠬᠤ ᠲᠠᠪᠴᠠᠩ ᠪᠤᠯᠤᠭᠰᠠᠭᠠᠷ ᠢᠷᠡᠵᠡᠢ᠃

ᠪᠤᠯᠤᠩ ᠲᠤᠬᠢᠷᠠᠭᠤᠯᠤᠯᠲᠠ
︽ ᠰᠢᠨᠵᠢᠯᠡᠬᠥ ᠣᠬᠠᠭᠠᠨ ᠤ᠋ ᠠᠪᠣᠷᠭᠣ ᠮᠣᠳᠣ︾ ︽ ᠰᠢᠨᠵᠢᠯᠡᠬᠥ ᠣᠬᠠᠭᠠᠨ ᠤ᠋ ᠰᠣᠷᠭᠣᠭ ᠴᠡᠴᠡᠭᠡᠰ︾ ︽ ᠰᠢᠨᠵᠢᠯᠡᠬᠥ ᠣᠬᠠᠭᠠᠨ ᠤ᠋ ᠥᠷ᠎ᠡ ᠵᠢᠮᠢᠰ︾ ︽ ᠰᠢᠨᠵᠢᠯᠡᠬᠥ ᠣᠬᠠᠭᠠᠨ ᠤ᠋ ᠠᠰᠠᠭᠣᠯᠳᠠ ᠬᠠᠷᠢᠭᠣᠯᠳᠠ︾ ︽ ᠰᠢᠨᠵᠢᠯᠡᠬᠥ ᠣᠬᠠᠭᠠᠨ ᠤ᠋ ᠥᠯᠢᠭᠡᠷ ᠵᠣᠬᠢᠶᠠᠯ︾ ︽ ᠰᠢᠨᠵᠢᠯᠡᠬᠥ ᠣᠬᠠᠭᠠᠨ ᠤ᠋ ᠲᠠᠭᠠᠮᠠᠭ ᠵᠥᠩᠨᠡᠯ︾ ︽ ᠰᠢᠨᠵᠢᠯᠡᠬᠥ ᠣᠬᠠᠭᠠᠨ ᠤ᠋ ᠰᠣᠳᠣᠨ ᠬᠥᠮᠥᠰ︾ ︽ ᠰᠢᠨᠵᠢᠯᠡᠬᠥ ᠣᠬᠠᠭᠠᠨ ᠤ᠋ ᠰᠣᠩᠭᠣᠳᠠᠭ ᠵᠣᠬᠢᠶᠠᠯ︾ ︽ ᠰᠢᠨᠵᠢᠯᠡᠬᠥ ᠣᠬᠠᠭᠠᠨ ᠤ᠋ ᠰᠣᠨᠢᠨ ᠮᠡᠳᠡᠭᠡ︾ ︽ ᠰᠢᠨᠵᠢᠯᠡᠬᠥ ᠣᠬᠠᠭᠠᠨ ᠤ᠋ ᠲᠣᠷᠰᠢᠯᠳᠠ ᠢ᠋ᠢᠨ ᠲᠠᠰᠣᠭ︾ ︽ ᠰᠢᠨᠵᠢᠯᠡᠬᠥ ᠣᠬᠠᠭᠠᠨ ᠤ᠋ ᠦᠷᠭᠡᠨ ᠬᠠᠷᠠᠭ᠎ᠠ︾
ᠡᠬᠡ ᠪᠢᠴᠢᠭ ᠡᠯᠰᠡᠬᠦ ᠱᠠᠭᠠᠷᠳᠠᠯᠭ᠎ᠠ

【1】ᠡᠬᠡ ᠨᠤᠤᠷᠠᠭ ᠤ᠋ᠨ ᠠᠭᠤᠯᠭ᠎ᠠ ᠨᠢ ᠵᠦᠪ ᠤᠯᠤᠰ ᠲᠦᠷᠦ ᠦᠵᠡᠯ ᠰᠠᠨᠠᠭ᠎ᠠ᠂ ᠦᠷᠲᠡᠭ ᠤ᠋ᠨ ᠬᠠᠨᠳᠤᠯᠭ᠎ᠠ᠂ ᠶᠠᠷᠢᠶ᠎ᠠ ᠬᠡᠯᠡᠯᠴᠡᠭᠡᠨ ᠤ᠋ ᠴᠢᠭᠯᠡᠯ ᠢ᠋ ᠪᠠᠷᠢᠮᠲᠠᠯᠠᠨ᠂ ᠳᠤᠮᠳᠠᠲᠤ ᠵᠢᠨ ᠦᠨᠳᠦᠰᠦᠲᠡᠨ ᠤ᠋ ᠬᠠᠮᠲᠤ ᠵᠢᠨ ᠴᠤᠭᠴᠠ ᠵᠢᠨ ᠤᠬᠠᠮᠰᠠᠷ ᠢ᠋ ᠪᠠᠲᠤ ᠰᠠᠬᠢᠭᠰᠠᠨ ᠪᠠᠢᠬᠤ ᠬᠡᠷᠡᠭᠳᠡᠢ᠃

【2】ᠡᠬᠡ ᠨᠣᠣᠷᠠᠭ ᠨᠢ ᠰᠢᠨᠵᠢᠯᠡᠬᠦ ᠤᠬᠠᠭᠠᠨᠴᠢ ᠴᠢᠨᠠᠷ ᠲᠠᠢ᠂ ᠮᠡᠳᠡᠯᠭᠡᠲᠤ ᠴᠢᠨᠠᠷ ᠲᠠᠢ᠂ ᠰᠤᠨᠢᠷᠬᠠᠯᠳᠣ ᠴᠢᠨᠠᠷ ᠲᠠᠢ ᠪᠠᠢᠬᠤ ᠬᠡᠷᠡᠭᠲᠡᠢ᠃

【3】ᠡᠬᠡ ᠨᠤᠤᠷᠠᠭ ᠨᠢ ᠡᠷᠬᠡᠪᠰᠢ ᠯᠤᠭᠢᠭ ᠴᠢᠨᠠᠷ ᠵᠢᠡᠷ ᠴᠢᠩᠭ᠎ᠠ᠂ ᠰᠡᠳᠬᠢᠮᠵᠢ ᠲᠤᠳᠤᠷᠬᠠᠢ᠂ ᠪᠦᠲᠦᠴᠡ ᠨᠠᠢᠷᠠᠭᠤᠯᠭ᠎ᠠ ᠵᠤᠬᠢᠮᠵᠢᠲᠡᠢ᠂ ᠬᠡᠯᠡ ᠬᠡᠯᠡᠯᠭᠡ ᠤᠷᠤᠰᠤᠮ᠎ᠠ ᠪᠠᠢᠬᠤ ᠬᠡᠷᠡᠭᠲᠡᠢ᠃

【4】ᠡᠬᠡ ᠨᠤᠤᠷᠠᠭ ᠤ᠋ᠨ ᠠᠭᠤᠯᠭ᠎ᠠ 500 ︱ 3000 ᠦᠰᠦᠭ ᠲᠡᠢ ᠪᠠᠢᠵᠤ᠂ ᠵᠣᠬᠢᠶᠠᠭᠴᠢ ᠢ᠋ᠢᠨ ᠨᠡᠷ᠎ᠡ᠂ ᠬᠠᠶᠢᠭ᠂ ᠬᠠᠷᠢᠯᠴᠠᠬᠤ ᠣᠳᠠᠰᠣ ᠵᠡᠷᠭᠡ ᠰᠤᠷᠠᠭ ᠵᠠᠩᠭᠢ ᠪᠠᠨ ᠬᠢᠳᠠᠳ ᠮᠤᠩᠭᠤᠯ ᠬᠤᠶᠠᠷ ᠬᠡᠯᠡ ᠪᠡᠷ ᠲᠤᠳᠤᠷᠬᠠᠢ ᠪᠢᠴᠢᠵᠤ ᠢᠯᠡᠭᠡᠬᠦ ᠵᠢ ᠨᠠᠢᠳᠠᠶ᠎ᠠ᠃

ᠰᠡᠳᠬᠦᠯ ᠤ᠋ᠨ ᠬᠢᠵᠠᠭᠠᠷ ᠲᠠᠢ ᠬᠡᠲᠦᠬᠡᠨ ᠨᠠᠢᠷᠠᠭᠤᠯᠤᠭᠴᠢ ᠵᠢᠨ ᠠᠵᠢᠯ ᠤ᠋ᠨ ᠬᠦᠨᠳᠦᠴᠡ ᠡᠴᠡ ᠰᠢᠯᠲᠠᠭᠠᠯᠠᠨ᠂ ᠢᠷᠡᠭᠦᠯᠦᠭᠰᠡᠨ ᠡᠬᠡ ᠪᠢᠴᠢᠭ ᠲᠤ ᠲᠡᠷᠡ ᠲᠠᠷᠤᠢ ᠳᠦ ᠨᠢ ᠬᠠᠷᠢᠭᠤ ᠦᠭᠴᠦ ᠴᠢᠲᠠᠬᠤ ᠦᠭᠡᠢ ᠮᠠᠭᠠᠳ᠃ ᠡᠬᠡ ᠨᠤᠤᠷᠠᠭ ᠵᠢᠡᠨ ᠢᠮᠧᠯ ᠳᠦ ᠢᠯᠡᠭᠡᠭᠰᠡᠨ 20 ︱ 30 ᠠᠵᠢᠯ ᠤ᠋ᠨ ᠡᠳᠦᠷ ᠲᠤ ᠰᠡᠳᠬᠦᠯ ᠤ᠋ᠨ ᠲᠠᠯ᠎ᠠ ᠠᠴᠠ ᠬᠠᠷᠢᠭᠤ ᠦᠭᠡᠢ ᠪᠠᠢᠳᠠᠯ ᠳᠦ ᠵᠤᠬᠢᠶᠠᠭᠴᠢ ᠡᠬᠡ ᠨᠤᠤᠷᠠᠭ ᠵᠢᠡᠨ ᠦᠪᠡᠷ ᠤ᠋ᠨ ᠪᠠᠢᠳᠠᠯ ᠵᠢᠡᠨ ᠦᠨᠳᠦᠰᠦᠯᠡᠨ ᠵᠤᠬᠢᠴᠠᠭᠤᠯᠤᠨ᠎ᠠ᠃ ᠡᠬᠡ ᠨᠤᠤᠷᠠᠭ ᠢ᠋ ᠲᠠᠨᠢ ᠰᠤᠩᠭᠤᠨ ᠬᠡᠷᠡᠭᠯᠡᠭᠰᠡᠨ ᠪᠤᠯ ᠨᠠᠢᠷᠠᠭᠤᠯᠤᠭᠴᠢ ᠠᠴᠠ ᠵᠤᠬᠢᠶᠠᠭᠴᠢ ᠵᠢᠨ ᠢᠮᠧᠯ ᠳᠦ ᠬᠠᠷᠢᠭᠤ ᠦᠭᠭᠦᠨ᠎ᠡ᠃ ᠨᠠᠢᠷᠠᠭᠤᠯᠤᠭᠴᠢ ᠡᠬᠡ ᠪᠢᠴᠢᠭ ᠢ᠋ ᠬᠢᠨᠠᠨ ᠵᠠᠰᠠᠵᠤ ᠨᠠᠢᠷᠠᠭᠤᠯᠬᠤ ᠡᠷᠬᠡ ᠲᠡᠢ᠃

︽ ᠰᠢᠨᠵᠢᠯᠡᠬᠦ ᠣᠬᠠᠭᠠᠨ︾ ᠰᠡᠳᠬᠦᠯ ᠵᠢᠡᠨ ᠠᠩᠬᠠᠷᠤᠨ ᠬᠠᠯᠠᠮᠵᠢᠯᠠᠳᠠᠭ ᠡᠷᠬᠢᠮ ᠪᠠᠭᠰᠢ ᠨᠠᠷ ᠤ᠋ᠨ ᠤᠶᠤᠨ ᠤᠬᠠᠭᠠᠨ ᠤ᠋ ᠭᠡᠷᠡᠯ ᠭᠢᠯᠪᠠᠭ᠎ᠠ ᠰᠡᠳᠭᠦᠯ ᠢ᠋ ᠮᠠᠨᠢ ᠴᠢᠮᠡᠭᠯᠡᠨ ᠭᠡᠢᠬᠦᠯᠦᠨ᠎ᠡ ᠭᠡᠳᠡᠭ ᠲᠤ ᠢᠳᠡᠭᠡᠨ ᠤᠷᠮᠠᠰᠢᠵᠦ ᠡᠬᠡ ᠪᠢᠴᠢᠭ ᠢᠷᠡᠭᠦᠯᠬᠦ ᠵᠢ ᠲᠠᠨᠢ ᠬᠦᠰᠡᠨ ᠪᠠᠷᠠᠯᠠᠨᠠᠮ᠃