1952 ᠣᠨ ᠳᠦ ᠬᠡᠪᠯᠡᠯ ᠡᠬᠢᠯᠡᠭᠰᠡᠨ ︽ ᠦᠪᠦᠷ ᠮᠤᠩᠭᠤᠯ ᠤ᠋ᠨ ᠰᠤᠷᠭᠠᠨ ᠬᠦᠮᠦᠵᠢᠯ︾ ᠰᠡᠳᠬᠦᠯ ᠢ᠋ ᠦᠪᠤᠷ ᠮᠤᠩᠭᠤᠯ ᠤ᠋ᠨ ᠬᠡᠪᠯᠡᠯ ᠤ᠋ᠨ ᠪᠦᠯᠦᠭᠯᠡᠯ ᠡᠴᠡ ᠬᠠᠮᠢᠶᠠᠷᠤᠨ ᠡᠷᠬᠢᠯᠡᠵᠤ᠂ ᠦᠪᠤᠷ ᠮᠤᠩᠭᠤᠯ ᠤ᠋ᠨ ᠰᠤᠷᠭᠠᠨ ᠬᠦᠮᠦᠵᠢᠯ ᠤ᠋ᠨ ᠬᠡᠪᠯᠡᠯ ᠤ᠋ᠨ ᠬᠤᠷᠢᠶ᠎ᠠ ᠡ᠌ᠴᠡ ᠨᠠᠢᠷᠠᠭᠤᠯᠤᠨ ᠬᠡᠪᠯᠡᠭᠦᠯᠵᠤ ᠪᠤᠢ᠃ ᠲᠠᠯ᠎ᠠ ᠭᠠᠷᠤᠢ ᠵᠢᠯ ᠤ᠋ᠨ ᠲᠤᠷᠰᠢ᠂ ︽ ᠦᠪᠦᠷ ᠮᠤᠩᠭᠤᠯ ᠤ᠋ᠨ ᠰᠤᠷᠭᠠᠨ ᠬᠦᠮᠦᠵᠢᠯ︾ ᠰᠡᠳᠬᠦᠯ ᠨᠠᠮ ᠤ᠋ᠨ ᠰᠤᠷᠭᠠᠨ ᠬᠦᠮᠦᠵᠢᠯ ᠤ᠋ᠨ ᠴᠢᠭᠯᠡᠯᠲᠡ᠂ ᠲᠦᠷᠦ ᠵᠢᠨ ᠪᠤᠳᠤᠯᠭ᠎ᠠ ᠵᠢ ᠤᠬᠠᠭᠤᠯᠤᠨ ᠰᠤᠷᠲᠠᠯᠴᠢᠯᠠᠵᠤ᠂ ᠰᠠᠭᠤᠷᠢ ᠰᠤᠷᠭᠠᠨ ᠬᠦᠮᠦᠵᠢᠯ ᠤ᠋ᠨ ᠦᠢᠯᠡᠰ ᠲᠤ ᠰᠢᠳᠤᠷᠭᠤ ᠦᠢᠯᠡᠴᠢᠯᠡᠬᠦ ᠲᠠᠷᠬᠠᠨ ᠡᠭᠦᠷᠭᠡ ᠳᠦ ᠪᠠᠨ ᠰᠠᠭᠤᠷᠢᠯᠠᠨ᠂ ᠰᠤᠷᠭᠠᠨ ᠬᠦᠮᠦᠵᠢᠯ ᠤ᠋ᠨ ᠦᠢᠯᠡᠰ ᠲᠤ ᠬᠢᠴᠢᠶᠡᠨ ᠴᠢᠷᠮᠠᠢᠵᠦ ᠪᠠᠢᠭ᠎ᠠ ᠪᠠᠭᠰᠢ ᠨᠠᠷ ᠤ᠋ᠨ ᠲᠤᠷᠰᠢᠯᠭ᠎ᠠ ᠰᠤᠷᠭᠠᠮᠵᠢ ᠪᠠᠨ ᠰᠤᠯᠢᠯᠴᠠᠬᠤ ᠲᠤᠷᠭᠠᠨ ᠦᠯᠦᠭᠡᠢ ᠪᠠᠢᠬᠤ ᠰᠡᠳᠬᠦᠯ ᠡᠷᠬᠢᠯᠡᠬᠦ ᠵᠠᠷᠴᠢᠮ ᠵᠢᠡᠨ ᠪᠠᠷᠢᠮᠲᠠᠯᠠᠭᠰᠠᠭᠠᠷ ᠢᠷᠡᠵᠡᠢ᠃
︽ ᠦᠪᠦᠷ ᠮᠤᠩᠭᠤᠯ ᠤ᠋ᠨ ᠰᠤᠷᠭᠠᠨ ᠬᠦᠮᠦᠵᠢᠯ︾ ᠰᠡᠳᠬᠦᠯ ᠮᠠᠨᠢ ᠨᠠᠮ ᠤ᠋ᠨ ᠰᠤᠷᠭᠠᠨ ᠬᠦᠮᠦᠵᠢᠯ ᠤ᠋ᠨ ᠴᠢᠭᠯᠡᠯᠲᠡ᠂ ᠲᠦᠷᠦ ᠵᠢᠨ ᠪᠤᠳᠤᠯᠭ᠎ᠠ᠂ ᠡᠯ᠎ᠡ ᠱᠠᠲᠤᠨ ᠤ᠋ ᠰᠤᠷᠭᠠᠨ ᠬᠦᠮᠦᠵᠢᠯ ᠤ᠋ᠨ ᠵᠠᠰᠠᠭ ᠵᠠᠬᠢᠷᠭᠠᠨ ᠤ᠋ ᠰᠠᠯᠠᠭ᠎ᠠ ᠮᠦᠴᠢᠷ ᠡᠴᠡ ᠳᠤᠷᠠᠳᠤᠭᠰᠠᠨ ᠬᠠᠮᠢᠶ᠎ᠠ ᠪᠦᠬᠦᠢ ᠰᠢᠢᠳᠪᠦᠷᠢ ᠪᠠ ᠳᠦᠷᠢᠮ ᠲᠤᠭᠲᠠᠭᠠᠯ᠂ ᠰᠠᠨᠠᠯ ᠰᠠᠨᠠᠭᠤᠯᠭ᠎ᠠ ᠵᠢ ᠬᠡᠷᠬᠢᠨ ᠲᠤᠭᠤᠰᠢᠯᠠᠭᠤᠯᠬᠤ᠂ ᠬᠡᠷᠬᠢᠨ ᠴᠢᠨᠠᠷ ᠰᠠᠢᠲᠠᠢ ᠰᠤᠷᠭᠠᠨ ᠬᠦᠮᠦᠵᠢᠯ ᠤ᠋ᠨ ᠲᠤᠭᠲᠠᠯᠴᠠᠭ᠎ᠠ ᠵᠢ ᠴᠤᠭᠴᠠᠯᠠᠬᠤ᠂ ᠤᠷᠤᠨ ᠨᠤᠲᠤᠭ ᠤ᠋ᠨ ᠰᠤᠷᠭᠠᠨ ᠬᠦᠮᠦᠵᠢᠯ ᠤ᠋ᠨ ᠦᠢᠯᠡᠰ ᠤ᠋ᠨ ᠠᠬᠢᠴᠠ ᠵᠢ ᠬᠡᠷᠬᠢᠨ ᠲᠦᠷᠭᠡᠳᠬᠡᠬᠦ ᠲᠤᠬᠠᠢ᠂ ᠰᠤᠷᠭᠠᠨ ᠬᠦᠮᠦᠵᠢᠯ ᠪᠠ ᠵᠢᠭᠠᠨ ᠰᠤᠷᠭᠠᠯᠲᠠ ᠵᠢᠨ ᠰᠤᠳᠤᠯᠭᠠᠨ ᠤ᠋ ᠰᠢᠯᠢᠳᠡᠭ ᠦᠷ᠎ᠡ ᠪᠦᠲᠦᠭᠡᠯ᠂ ᠰᠠᠭᠤᠷᠢ ᠰᠤᠷᠭᠠᠨ ᠬᠦᠮᠦᠵᠢᠯ ᠤ᠋ᠨ ᠪᠠᠭᠰᠢ ᠵᠢᠨ ᠡᠩᠨᠡᠭᠡᠨ ᠤ᠋ ᠪᠦᠲᠦᠭᠡᠨ ᠪᠠᠢᠭᠤᠯᠤᠯᠲᠠ᠂ ᠪᠤᠯᠪᠠᠰᠤᠷᠠᠯ ᠰᠤᠷᠤᠯᠴᠠᠯᠭ᠎ᠠ ᠵᠢᠨ ᠬᠠᠮᠢᠶᠠᠷᠤᠯᠲᠠ ᠵᠢᠨ ᠲᠤᠬᠠᠢ᠂︽ ᠲᠠᠪᠤᠨ ᠬᠦᠮᠦᠵᠢᠭᠦᠯᠦᠯ ᠢ᠋ ᠵᠡᠷᠭᠡᠳᠡ ᠴᠢᠬᠤᠯᠠᠴᠢᠯᠠᠬᠤ︾ ᠲᠤᠬᠠᠢ᠂ ᠵᠢᠭᠠᠨ ᠰᠤᠷᠭᠠᠯᠲᠠ ᠵᠢᠨ ᠦᠭᠡᠷᠡᠴᠢᠯᠡᠯᠲᠡ ᠵᠢᠨ ᠨᠡᠢᠳᠡᠯᠢᠭ ᠵᠢᠱ᠌ᠢᠶ᠎ᠡ᠂ ︽ ᠬᠦᠰᠡᠯ ᠲᠡᠢ᠂ ᠴᠢᠳᠠᠪᠤᠷᠢ ᠲᠠᠢ᠂ ᠬᠠᠷᠢᠭᠤᠴᠠᠯᠭ᠎ᠠ ᠲᠠᠢ︾ ᠴᠠᠭ ᠦᠶ᠎ᠡ ᠵᠢᠨ ᠱᠠᠭᠠᠷᠳᠠᠯᠭ᠎ᠠ ᠳᠦ ᠨᠡᠢᠴᠡᠭᠰᠡᠨ ᠴᠢᠳᠠᠪᠤᠷᠢᠲᠠᠨ ᠢ᠋ ᠬᠡᠷᠬᠢᠨ ᠬᠦᠮᠦᠵᠢᠬᠦᠯᠬᠦ ᠰᠡᠳᠬᠢᠮᠵᠢ᠂ ᠵᠢᠭᠠᠨ ᠰᠤᠷᠭᠠᠯᠲᠠ ᠪᠠ ᠬᠠᠮᠢᠶᠠᠷᠤᠯᠲᠠ ᠵᠢᠨ ᠰᠢᠨ᠎ᠡ ᠵᠢ ᠡᠭᠦᠳᠬᠦ᠂ ᠰᠢᠨ᠎ᠡ ᠬᠢᠴᠢᠶᠡᠯ ᠤ᠋ᠨ ᠦᠭᠡᠷᠡᠴᠢᠯᠡᠯᠲᠡ ᠵᠢᠨ ᠨᠦᠯᠦᠭᠡ ᠲᠤᠰᠬᠠᠯ᠂ ᠬᠢᠴᠢᠶᠡᠯ ᠬᠦᠮᠦᠵᠢᠯ ᠤ᠋ᠨ ᠮᠡᠳᠡᠭᠡ ᠵᠠᠩᠬᠢᠴᠢᠯᠠᠯᠲᠠ᠂ ᠰᠢᠨᠡᠴᠢᠯᠡᠯᠲᠡ ᠵᠢ ᠠᠩᠬᠠᠷᠤᠨ ᠬᠠᠯᠠᠮᠵᠢᠯᠠᠵᠤ᠂ ᠰᠤᠷᠭᠠᠭᠤᠯᠢ ᠵᠢᠨ ᠵᠢᠡᠨ ᠪᠤᠳᠠᠲᠤ ᠨᠦᠬᠦᠴᠡᠯ ᠲᠡᠢ ᠬᠡᠷᠬᠢᠨ ᠤᠷᠭᠠᠨᠢᠭ ᠤᠶᠠᠯᠳᠤᠭᠤᠯᠬᠤ᠂ ᠤᠯᠠᠮᠵᠢᠯᠠᠯᠲᠤ ᠰᠤᠶᠤᠯ ᠰᠤᠷᠭᠠᠨ ᠬᠦᠮᠦᠵᠢᠯ ᠢ᠋ ᠰᠤᠷᠭᠠᠭᠤᠯᠢ ᠵᠢᠨ ᠬᠦᠷᠢᠶᠡᠨ ᠳᠦ ᠬᠡᠷᠬᠢᠨ ᠠᠭᠤᠰᠬᠠᠨ ᠦᠢᠯᠡᠳᠦᠯᠭᠡᠵᠢᠬᠦᠯᠬᠦ᠂ ᠭᠡᠷ ᠤ᠋ᠨ ᠠᠬᠠᠮᠠᠳ ᠬᠢᠭᠡᠳ ᠰᠤᠷᠭᠠᠭᠤᠯᠢ ᠪᠠᠭᠰᠢ ᠨᠠᠷ ᠬᠡᠪ ᠴᠢᠨᠠᠷ ᠤ᠋ᠨ ᠰᠤᠷᠭᠠᠨ ᠬᠦᠮᠦᠵᠢᠯ ᠤ᠋ᠨ ᠦᠢᠯᠡᠰ ᠲᠤ ᠬᠡᠷᠬᠢᠨ ᠬᠠᠮᠳᠤᠷᠠᠯᠴᠠᠨ ᠠᠵᠢᠯᠯᠠᠬᠤ᠂ ᠰᠤᠷᠤᠭᠴᠢᠳ ᠵᠢᠡᠨ ᠬᠡᠷᠬᠢᠨ ᠡᠷᠡᠭᠦᠯ ᠪᠡᠶ᠎ᠡ ᠰᠠᠷᠠᠭᠤᠯ ᠤᠬᠠᠭᠠᠨ ᠲᠠᠢ ᠵᠢᠪᠬᠤᠭᠠᠯᠢᠭ ᠬᠦᠮᠦᠵᠢᠭᠦᠯᠬᠦ ᠵᠡᠷᠭᠡ ᠠᠭᠤᠯᠭ᠎ᠠ ᠵᠢᠨ ᠲᠤᠭᠤᠷᠢᠨ ᠳᠦ ᠦᠨᠢ ᠤᠯᠠᠨ ᠰᠤᠷᠤᠭᠴᠢᠳ ᠤ᠋ᠨ ᠢᠷᠡᠭᠡᠳᠦᠢ ᠵᠢᠨ ᠵᠠᠮ ᠢ᠋ ᠭᠡᠷᠡᠯᠲᠦᠭᠦᠯᠦᠭᠴᠢ ᠤᠶᠤᠨ ᠤ᠋ ᠬᠦᠲᠦᠴᠢ ᠲᠠ ᠨᠠᠷ ᠤ᠋ᠨ ᠵᠢᠡᠨ ᠦᠪᠡᠷ ᠤ᠋ᠨ ᠬᠢᠴᠢᠶᠡᠯ ᠵᠢᠳᠬᠦᠯ ᠨᠠᠨᠳᠢᠨ ᠲᠤᠷᠰᠢᠯᠭ᠎ᠠ ᠪᠠᠨ ︽ ᠦᠪᠦᠷ ᠮᠤᠩᠭᠤᠯ ᠤ᠋ᠨ ᠰᠤᠷᠭᠠᠨ ᠬᠦᠮᠦᠵᠢᠯ︾ ᠰᠡᠳᠬᠦᠯ ᠤ᠋ᠨ ᠬᠠᠭᠤᠳᠠᠰᠤᠨ᠎ᠠ ᠬᠠᠷᠠᠮ ᠦᠭᠡᠢ ᠬᠤᠪᠢᠶᠠᠯᠴᠠᠬᠤ ᠵᠢ ᠬᠦᠰᠡᠶ᠎ᠡ᠃
【1】 ᠡᠬᠡ ᠨᠤᠤᠷᠠᠭ ᠤ᠋ᠨ ᠠᠭᠤᠯᠭ᠎ᠠ ᠨᠢ ᠵᠦᠪ ᠤᠯᠤᠰ ᠲᠦᠷᠦ ᠦᠵᠡᠯ ᠰᠠᠨᠠᠭ᠎ᠠ᠂ ᠦᠷᠲᠡᠭ ᠤ᠋ᠨ ᠬᠠᠨᠳᠤᠯᠭ᠎ᠠ᠂ ᠶᠠᠷᠢᠶ᠎ᠠ ᠬᠡᠯᠡᠯᠴᠡᠭᠡᠨ ᠤ᠋ ᠴᠢᠭᠯᠡᠯ ᠢ᠋ ᠪᠠᠷᠢᠮᠲᠠᠯᠠᠨ᠂ ᠳᠤᠮᠳᠠᠲᠤ ᠵᠢᠨ ᠦᠨᠳᠦᠰᠦᠲᠡᠨ ᠤ᠋ ᠬᠠᠮᠲᠤ ᠵᠢᠨ ᠴᠤᠭᠴᠠ ᠵᠢᠨ ᠤᠬᠠᠮᠰᠠᠷ ᠢ᠋ ᠪᠠᠲᠤ ᠰᠠᠬᠢᠵᠤ᠂ ᠰᠢᠨᠵᠢᠯᠡᠬᠦ ᠤᠬᠠᠭᠠᠨᠴᠢ ᠦᠨᠳᠦᠰᠦᠯᠡᠯ ᠲᠡᠢ᠂ ᠮᠡᠳᠡᠯᠭᠡᠲᠤ ᠴᠢᠨᠠᠷ ᠲᠠᠢ ᠪᠠᠢᠬᠤ ᠬᠡᠷᠡᠭᠲᠡᠢ᠃
【 2】ᠵᠠᠪᠠᠯ ᠦᠪᠡᠷ ᠤ᠋ᠨ ᠪᠦᠲᠦᠭᠡᠯ ᠪᠠᠢᠬᠤ ᠵᠢ ᠴᠢᠩᠭ᠎ᠠ ᠱᠠᠭᠠᠷᠳᠠᠨ᠎ᠠ᠂ ᠵᠤᠬᠢᠶᠠᠭᠴᠢ ᠢᠯᠡᠭᠡᠭᠰᠡᠨ ᠡᠬᠡ ᠨᠤᠤᠷᠠᠭ ᠲᠤ ᠪᠠᠨ ᠬᠠᠮᠢᠶ᠎ᠠ ᠪᠦᠬᠦᠢ ᠬᠠᠷᠢᠭᠤᠴᠠᠯᠭ᠎ᠠ ᠵᠢ ᠡᠭᠦᠷᠭᠡᠯᠡᠨ᠎ᠡ᠃ ᠵᠦᠢ ᠪᠤᠰᠤ ᠠᠷᠭ᠎ᠠ ᠪᠠᠷᠢᠯ ᠵᠢᠡᠷ ᠪᠤᠰᠤᠳ ᠤ᠋ᠨ ᠦᠵᠡᠯᠲᠡ᠂ ᠲᠤᠭ᠎ᠠ ᠪᠠᠷᠢᠮᠲᠠ᠂ ᠵᠢᠷᠤᠭ ᠳᠦᠷᠰᠦ᠂ ᠲᠠᠭᠤ ᠰᠢᠩᠭᠡᠭᠡᠯᠲᠡ᠂ ᠰᠤᠳᠤᠯᠭᠠᠨ ᠤ᠋ ᠠᠷᠭ᠎ᠠ ᠮᠠᠶᠢᠭ᠂ ᠦᠭᠡ ᠦᠰᠦᠭ ᠤ᠋ᠨ ᠲᠤᠭᠠᠴᠢᠯᠲᠠ ᠭᠡᠬᠦ ᠮᠡᠲᠤ ᠵᠢᠨ ᠰᠤᠷᠠᠭ ᠵᠠᠩᠬᠢ ᠵᠢ ᠬᠤᠯᠠᠭᠠᠢᠯᠠᠬᠤ᠂ ᠬᠠᠭᠤᠷᠮᠠᠭᠯᠠᠨ ᠵᠤᠬᠢᠶᠠᠬᠤ ᠪᠤᠶᠤ ᠦᠭᠡᠷᠡᠴᠢᠯᠡᠨ ᠰᠤᠯᠢᠬᠤ ᠵᠢ ᠡᠷᠡᠰ ᠲᠡᠪᠴᠢᠨ᠎ᠡ᠃
【3】 ᠡᠬᠡ ᠨᠤᠤᠷᠠᠭ ᠨᠢ ᠡᠷᠬᠡᠪᠰᠢ ᠯᠤᠭᠢᠭ ᠴᠢᠨᠠᠷ ᠵᠢᠡᠷ ᠴᠢᠩᠭ᠎ᠠ᠂ ᠰᠡᠳᠬᠢᠮᠵᠢ ᠲᠤᠳᠤᠷᠬᠠᠢ᠂ ᠪᠦᠲᠦᠴᠡ ᠨᠠᠢᠷᠠᠭᠤᠯᠭ᠎ᠠ ᠵᠤᠬᠢᠮᠵᠢᠲᠡᠢ᠂ ᠬᠡᠯᠡ ᠬᠡᠯᠡᠯᠭᠡ ᠤᠷᠤᠰᠤᠮ᠎ᠠ ᠪᠠᠢᠬᠤ ᠬᠡᠷᠡᠭᠲᠡᠢ᠃
【4】 ᠡᠬᠡ ᠨᠤᠤᠷᠠᠭ ᠢ᠋ ᠤᠯᠠᠨ ᠭᠠᠵᠠᠷ ᠲᠡᠪᠰᠢᠭᠦᠯᠬᠦ᠂ ᠨᠡᠢᠲᠡᠯᠡᠭᠰᠡᠨ ᠪᠦᠲᠦᠭᠡᠯ ᠵᠢᠡᠨ ᠲᠠᠬᠢᠨ ᠲᠡᠪᠰᠢᠬᠦᠯᠬᠦ᠂ ᠪᠤᠰᠤᠳ ᠤ᠋ᠨ ᠨᠡᠢᠲᠡᠯᠡᠭᠡ ᠦᠭᠡᠢ ᠰᠤᠳᠤᠯᠭᠠᠨ ᠤ᠋ ᠦᠷ᠎ᠡ ᠪᠦᠲᠦᠭᠡᠯ ᠢ᠋ ᠬᠤᠯᠠᠭᠠᠢᠯᠠᠨ ᠲᠡᠪᠰᠢᠭᠦᠯᠬᠦ᠂ ᠪᠤᠰᠤᠳ ᠤ᠋ᠨ ᠵᠤᠬᠢᠶᠠᠯ ᠢ᠋ ᠨᠡᠷ᠎ᠡ ᠦᠭᠡᠷᠡᠴᠢᠯᠡᠨ ᠲᠡᠪᠰᠢᠭᠦᠯᠬᠦ ᠵᠢ ᠡᠷᠡᠰ ᠲᠠᠪᠴᠢᠨᠡ᠃
【5】 ᠡᠬᠡ ᠨᠤᠤᠷᠠᠭ ᠤ᠋ᠨ ᠦᠰᠦᠭ ᠤ᠋ᠨ ᠲᠤᠭ᠎ᠠ 2000 ᠦᠰᠦᠭ ᠡᠴᠡ ᠲᠡᠭᠡᠭᠰᠢ ᠪᠠᠢᠵᠤ᠂ ᠮᠦᠩᠬᠡ ᠭᠠᠯ ᠰᠤᠹᠲ ᠤ᠋ᠨ ᠴᠠᠭᠠᠨ ᠲᠢᠭ ᠤ᠋ᠨ 4 ᠳ᠋ᠤᠭᠡᠷ ᠨᠤᠮᠧᠷ ᠵᠢᠡᠷ ᠪᠢᠴᠢᠬᠦ ᠬᠡᠷᠡᠭᠲᠡᠢ᠃ ᠵᠤᠬᠢᠶᠠᠯ ᠤ᠋ᠨ ᠭᠠᠷᠴᠠᠭ᠂ ᠠᠭᠤᠯᠭ᠎ᠠ ᠵᠢᠨ ᠲᠤᠪᠴᠢ ︵ 30 ︱ 50 ᠦᠰᠦᠭ︶᠂ ᠵᠤᠬᠢᠶᠠᠭᠴᠢ ᠵᠢᠨ ᠨᠡᠷ᠎ᠡ ︵ ᠡᠷᠬᠡᠪᠰᠢ ᠪᠡᠶ᠎ᠡ ᠵᠢᠨ ᠦᠨᠡᠮᠯᠡᠯ ᠤ᠋ᠨ ᠨᠡᠷ᠎ᠡ ᠲᠡᠢ ᠠᠳᠠᠯᠢ ᠪᠠᠢᠬᠤ︶᠂ ᠵᠤᠬᠢᠶᠠᠭᠴᠢ ᠵᠢᠨ ᠪᠠᠢᠭᠤᠯᠭ᠎ᠠ ᠵᠢᠨ ᠬᠠᠶᠢᠭ ᠪᠤᠯᠤᠨ ᠰᠡᠳᠬᠦᠯ ᠲᠤᠰᠬᠤ ᠬᠠᠶᠢᠭ ᠵᠡᠷᠭᠡ ᠪᠡᠨ ᠬᠢᠲᠠᠳ ᠮᠤᠩᠭᠤᠯ ᠬᠤᠶᠠᠷ ᠬᠡᠯᠡ ᠪᠡᠷ ᠲᠤᠳᠤᠷᠬᠠᠢ ᠪᠢᠴᠢᠵᠦ ᠢᠯᠡᠭᠡᠬᠦ ᠵᠢᠨ ᠲᠠᠭᠠᠤ ᠵᠤᠬᠢᠶᠠᠭᠴᠢ ᠵᠢᠨ ᠬᠠᠷᠢᠯᠴᠠᠬᠤ ᠤᠳᠠᠰᠤ ᠪᠠᠨ ᠵᠦᠪ ᠪᠢᠴᠢᠵᠦ ᠢᠯᠡᠭᠡᠬᠦ ᠵᠢ ᠨᠠᠢᠳᠠᠶ᠎ᠠ᠃
【6】 ᠰᠤᠳᠤᠯᠭᠠᠨ ᠤ᠋ ᠰᠡᠳᠦᠪ ᠤ᠋ᠨ ᠬᠠᠮᠢᠶ᠎ᠠ ᠪᠦᠬᠦᠢ ᠦᠭᠦᠯᠡᠯ ᠤ᠋ᠨ ᠵᠦᠪᠰᠢᠶᠡᠷᠡᠭᠰᠡᠨ ᠳ᠋ᠤᠭᠠᠷ᠂ ᠰᠡᠳᠦᠪ ᠵᠢᠡᠨ ᠲᠤᠳᠤᠷᠬᠠᠢ ᠲᠤᠰᠢᠶᠠᠨ᠎ᠠ᠃
ᠰᠡᠳᠬᠦᠯ ᠤ᠋ᠨ ᠬᠢᠵᠠᠭᠠᠷ ᠲᠠᠢ ᠬᠡᠲᠦᠬᠡᠨ ᠨᠠᠢᠷᠠᠭᠤᠯᠤᠭᠴᠢ ᠵᠢᠨ ᠠᠵᠢᠯ ᠤ᠋ᠨ ᠬᠦᠨᠳᠦᠴᠡ ᠡᠴᠡ ᠰᠢᠯᠲᠠᠭᠠᠯᠠᠨ᠂ ᠢᠷᠡᠭᠦᠯᠦᠭᠰᠡᠨ ᠡᠬᠡ ᠪᠢᠴᠢᠭ ᠲᠤ ᠲᠡᠷᠡ ᠲᠠᠷᠤᠢ ᠳᠦ ᠨᠢ ᠬᠠᠷᠢᠭᠤ ᠦᠭᠴᠦ ᠴᠢᠲᠠᠬᠤ ᠦᠭᠡᠢ᠃ ᠡᠬᠡ ᠨᠤᠤᠷᠠᠭ ᠢ᠋ ᠪᠤᠴᠠᠭᠠᠬᠤ ᠦᠭᠡᠢ᠃ ᠡᠬᠡ ᠨᠤᠤᠷᠠᠭ ᠵᠢᠡᠨ ᠢᠮᠧᠯ ᠳᠦ ᠢᠯᠡᠭᠡᠭᠰᠡᠨ 20 ︱ 30 ᠠᠵᠢᠯ ᠤ᠋ᠨ ᠡᠳᠦᠷ ᠲᠤ ᠰᠡᠳᠬᠦᠯ ᠤ᠋ᠨ ᠲᠠᠯ᠎ᠠ ᠡ᠌ᠴᠡ ᠬᠠᠷᠢᠭᠤ ᠦᠭᠡᠢ ᠪᠠᠢᠳᠠᠯ ᠳᠦ᠂ ᠵᠤᠬᠢᠶᠠᠭᠴᠢ ᠡᠬᠡ ᠨᠤᠤᠷᠠᠭ ᠵᠢᠡᠨ ᠦᠪᠡᠷ ᠤ᠋ᠨ ᠪᠠᠢᠳᠠᠯ ᠵᠢᠡᠨ ᠦᠨᠳᠦᠰᠦᠯᠡᠨ ᠵᠤᠬᠢᠴᠠᠭᠤᠯᠤᠨ᠎ᠠ᠃ ᠡᠬᠡ ᠨᠤᠤᠷᠠᠭ ᠢ᠋ ᠲᠠᠨᠢ ᠰᠤᠩᠭᠤᠨ ᠬᠡᠷᠡᠭᠯᠡᠭᠰᠡᠨ ᠪᠤᠯ ᠨᠠᠢᠷᠠᠭᠤᠯᠤᠭᠴᠢ ᠡ᠌ᠴᠡ ᠵᠤᠬᠢᠶᠠᠭᠴᠢ ᠵᠢᠨ ᠢᠮᠧᠯ ᠳᠦ ᠬᠠᠷᠢᠭᠤ ᠦᠭᠭᠦᠨ᠎ᠡ᠃ ᠨᠠᠢᠷᠠᠭᠤᠯᠤᠭᠴᠢ ᠡᠬᠡ ᠪᠢᠴᠢᠭ ᠢ᠋ ᠬᠢᠨᠠᠨ ᠵᠠᠰᠠᠵᠤ ᠨᠠᠢᠷᠠᠭᠤᠯᠬᠤ ᠡᠷᠬᠡ ᠲᠡᠢ᠃
ᠡᠷᠬᠢᠮ ᠵᠤᠬᠢᠶᠠᠭᠴᠢᠳ ᠤ᠋ᠨ ᠵᠢᠡᠨ ᠦᠵᠦᠭ ᠵᠢᠡᠨ ᠬᠤᠷᠴᠠᠯᠠᠨ ᠰᠡᠳᠬᠦᠯ ᠤ᠋ᠨ ᠮᠠᠨᠢ ᠠᠯᠲᠠᠨ ᠬᠠᠭᠤᠳᠠᠰᠤ ᠵᠢ ᠴᠢᠮᠡᠭᠯᠡᠵᠦ᠂ ᠰᠤᠳᠤᠨ ᠤᠬᠠᠭᠠᠨ ᠤ᠋ ᠭᠡᠷᠡᠯ ᠭᠡᠭᠡ ᠬᠠᠢᠷᠠᠯᠠᠵᠦ ᠪᠠᠢᠬᠤ ᠵᠢ ᠰᠠᠷᠠᠪᠴᠢᠯᠠᠨ ᠪᠠᠷᠠᠯᠠᠨᠠᠮ᠃